Different
Waters
Contact
site icon, link to home page

(iPhone ❌ Safari ❌)

«ᠬᠣᠲᠤᠭᠤᠵᠢᠨ ᠨᠤᠭᠤᠰᠤ» ᠡᠨᠡ ᠬᠠᠴᠢᠨ ᠨᠡᠷ᠎ᠡ ᠬᠠᠮᠢᠭ᠎ᠠ ᠡᠴᠡ ᠢᠷᠡᠭᠰᠡᠨ ᠪᠤᠢ?

2019-05-08

ᠬᠣᠲᠤᠭᠤᠵᠢᠨ ᠨᠤᠭᠤᠰᠤ (ᠺᠢᠷᠢᠯ ᠦᠰᠦᠭ ᠵᠢᠡᠷ Хотгуужин нугас᠂ ᠰᠢᠨᠵᠢᠯᠡᠭᠡᠨ ᠦ ᠨᠡᠷ᠎ᠡ Histrionicus histrionicus) ᠪᠣᠯ ᠳᠠᠯᠠᠢ ᠳᠦ ᠡᠪᠤᠯᠵᠢᠳᠡᠭ ᠵᠢᠵᠢᠭᠬᠡᠨ ᠨᠤᠭᠤᠰᠤ ᠶᠤᠮ᠃ ᠥᠭᠡᠷ᠎ᠡ ᠲᠥᠷᠥᠯ ᠦᠨ ᠨᠤᠭᠤᠰᠤ ᠠᠴᠠ ᠢᠯᠭᠠᠬᠤ ᠵᠢᠨ ᠲᠤᠯᠠᠳᠠ 2007 ᠣᠨ ᠠᠴᠠ ᠬᠣᠢᠰᠢ ᠮᠣᠩᠭᠣᠯ ᠰᠢᠪᠠᠭᠤ ᠰᠤᠳᠤᠯᠤᠭᠠᠴᠢᠳ 《ᠬᠣᠲᠤᠭᠤᠵᠢᠨ ᠨᠤᠭᠤᠰᠤ》 ᠍ ᠵᠢ 《ᠬᠣᠲᠤᠭᠤᠵᠢᠨ ᠴᠥᠷᠬᠡ》 ᠬᠡᠮᠡᠨ ᠲᠤᠰ ᠲᠤ ᠨᠢ ᠨᠡᠷ᠎ᠡ ᠥᠭᠴᠦ ᠥᠭᠡᠷᠡᠴᠢᠯᠡᠭᠰᠡᠨ᠃ ᠭᠡᠪᠡᠴᠦ ᠮᠢᠨᠤ ᠦᠵᠡᠬᠦ ᠪᠡᠷ ᠨᠤᠭᠤᠰᠤᠨ ᠤ ᠨᠡᠷ᠎ᠡ ᠵᠢ ᠡᠢᠨᠬᠦ ᠨᠠᠷᠢᠨ ᠠᠩᠭᠢᠯᠠᠵᠤ ᠠᠷᠠᠳ ᠲᠦᠮᠡᠨ ᠳᠦ ᠲᠠᠨᠢᠯ ᠪᠢᠰᠢ 《ᠴᠥᠷᠬᠡ》 ᠬᠡᠮᠡᠬᠦ ᠬᠡᠷᠡᠭ ᠦᠭᠡᠢ᠂ 《ᠨᠤᠭᠤᠰᠤ》 ᠭᠡᠳᠡᠭ ᠨᠡᠷ᠎ᠡ ᠵᠢ ᠬᠡᠷᠡᠭᠯᠡᠬᠦ ᠨᠢ ᠲᠣᠬᠢᠷᠠᠮᠵᠢᠲᠠᠢ ᠭᠡᠵᠦ ᠪᠣᠳᠣᠵᠤ ᠪᠠᠢᠨ᠎ᠠ᠃

ᠬᠣᠲᠤᠭᠤᠵᠢᠨ ᠨᠤᠭᠤᠰᠤ: ᠬᠣᠶᠠᠷ ᠡᠷᠡᠭᠴᠢᠨ᠂ ᠬᠣᠶᠠᠷ ᠡᠮᠡᠭᠴᠢᠨ (ᠡᠬᠢ)

ᠡᠷᠡᠭᠴᠢᠨ ᠬᠣᠲᠤᠭᠤᠵᠢᠨ ᠨᠤᠭᠤᠰᠤ ᠨᠢ ᠦᠷᠡᠵᠢᠯ ᠦᠨ ᠤᠯᠠᠷᠢᠯ ᠳᠤ ᠮᠠᠰᠢ ᠶᠡᠬᠡ ᠭᠣᠶᠣᠮᠰᠣᠭ ᠥᠩᠭᠡ ᠵᠢᠰᠦ ᠲᠡᠢ ᠪᠣᠯᠳᠠᠭ᠃ ᠲᠣᠯᠣᠭᠠᠢ ᠪᠣᠯᠤᠨ ᠬᠥᠵᠦᠭᠦᠦ ᠨᠢ ᠬᠠᠷ᠎ᠠ ᠬᠥᠬᠡ ᠥᠩᠭᠡ ᠲᠡᠢ ᠪᠣᠯᠵᠤ᠂ ᠨᠢᠳᠦᠨ ᠦ ᠤᠷᠲᠤ ᠲᠠᠯ᠎ᠠ ᠳᠤ ᠨᠢ ᠲᠣᠮᠣ ᠬᠠᠪᠢᠷᠭᠠᠨ ᠰᠠᠷ ᠬᠡᠯᠪᠡᠷᠢ ᠲᠡᠢ᠂ ᠨᠢᠳᠦᠨ ᠦ ᠠᠷᠤ ᠳᠤ ᠵᠢᠵᠢᠭ᠌ ᠳᠤᠭᠤᠢ ᠴᠠᠭᠠᠨ ᠲᠣᠯᠪᠣ ᠲᠠᠢ᠂ ᠬᠥᠵᠦᠭᠦᠦ ᠵᠢ ᠨᠢ ᠲᠣᠭᠣᠷᠢᠭᠠᠳ ᠬᠠᠷ᠎ᠠ ᠡᠮᠵᠢᠶᠡᠷᠢ ᠲᠡᠢ ᠴᠠᠭᠠᠨ ᠲᠠᠢ᠃ ᠲᠣᠯᠣᠭᠠᠢ ᠵᠢᠨ ᠬᠡᠰᠡᠭ ᠲᠦ ᠪᠡᠨ ᠬᠠᠷ᠎ᠠ᠂ ᠴᠠᠭᠠᠨ᠂ ᠤᠯᠠᠪᠢᠷ ᠰᠢᠷ᠎ᠠ ᠥᠩᠭᠡ ᠲᠡᠢ᠃ ᠬᠥᠵᠦᠭᠦᠦ ᠴᠡᠭᠡᠵᠢ ᠵᠢ ᠨᠢ ᠵᠠᠭᠠᠭᠯᠠᠭᠰᠠᠨ ᠬᠠᠷ᠎ᠠ ᠡᠮᠵᠢᠶᠡᠷᠢ ᠲᠡᠢ ᠴᠠᠭᠠᠨ ᠲᠠᠢ᠂ ᠴᠡᠭᠡᠵᠢ ᠬᠡᠪᠡᠯᠢ ᠬᠣᠶᠠᠷ ᠨᠢ ᠮᠥᠨ ᠡᠢᠮᠦᠷᠬᠦ ᠵᠠᠭᠠᠭᠯᠠᠭᠰᠠᠨ ᠪᠠᠢᠳᠠᠭ᠃ ᠪᠡᠶ᠎ᠡ ᠨᠢ ᠶᠡᠷᠦᠩᠬᠡᠢ ᠳᠦ ᠪᠡᠨ ᠰᠠᠷᠠᠯ ᠪᠣᠯᠪᠠᠴᠤ᠂ ᠬᠠᠪᠢᠷᠭ᠎ᠠ ᠲᠤᠰᠢᠶ᠎ᠠ ᠨᠢ ᠤᠯᠠᠪᠤᠷ ᠰᠢᠷ᠎ᠠ ᠥᠩᠭᠡᠲᠡᠢ᠃ ᠡᠮᠡᠭᠴᠢᠨ ᠨᠢ ᠪᠠᠷᠤᠭ ᠴᠤᠯ ᠪᠣᠷᠳᠣᠭᠤ ᠥᠩᠭᠡ ᠲᠡᠢ᠂ ᠵᠥᠪᠬᠡᠨ ᠲᠣᠯᠣᠭᠠᠢ ᠵᠢᠨ ᠳᠡᠭᠡᠷ᠎ᠡ ᠪᠡᠨ ᠬᠡᠳᠦᠨ ᠴᠠᠭᠠᠨ ᠲᠣᠯᠪᠣ ᠲᠠᠢ ᠪᠠᠢᠳᠠᠭ᠃

ᠡᠨᠡᠬᠦ ᠨᠤᠭᠤᠰᠤ ᠬᠣᠢᠳᠤ ᠠᠲ᠋ᠯᠠᠨ᠋ᠲ ᠳᠠᠯᠠᠢ ᠵᠢᠨ ᠠᠢᠰᠯᠠᠨᠳ᠋᠂ ᠭᠷᠢᠨᠯᠠᠨᠳ᠋᠂ ᠺᠠᠨᠠᠳᠠ᠂ ᠠᠮᠧᠷᠢᠺᠠ ᠵᠢᠨ ᠨᠢᠭᠡᠳᠦᠭᠰᠡᠨ ᠤᠯᠤᠰ᠂ ᠬᠣᠢᠳᠤ ᠨᠣᠮᠣᠬᠠᠨ ᠳᠠᠯᠠᠢ ᠵᠢᠨ ᠠᠯᠠᠰᠺᠠ᠂ ᠺᠠᠨᠠᠳᠠ᠂ ᠣᠷᠣᠰ᠂ ᠰᠣᠯᠣᠩᠭᠣᠰ᠂ ᠺᠣᠷᠢᠶᠠ᠂ ᠶᠠᠫᠣᠨ ᠤ ᠬᠠᠳᠠ ᠲᠠᠢ ᠡᠷᠭᠢ ᠳᠦ ᠡᠪᠥᠯᠵᠢᠭᠡᠳ᠂ ᠳᠣᠭᠰᠢᠨ ᠳᠠᠪᠠᠯᠭ᠎ᠠ ᠲᠠᠢ ᠳᠠᠯᠠᠢ ᠳᠤ ᠱᠤᠮᠪᠠᠵᠤ᠂ ᠴᠢᠯᠠᠭᠤ ᠪᠣᠯᠤᠨ ᠤᠰᠤᠨ ᠠᠴᠠ ᠨᠢᠯᠴᠠᠭᠠᠢ ᠪᠡᠶᠡᠲᠡᠨ᠂ ᠬᠠᠪᠴᠢ᠂ ᠵᠢᠵᠢᠭ᠌ ᠵᠢᠭᠠᠰᠤ ᠭᠡᠬᠦ ᠮᠡᠲᠦ ᠵᠢᠨ ᠠᠮᠢᠲᠠᠳ ᠢ ᠣᠯᠵᠤ ᠢᠳᠡᠳᠡᠭ᠃ ᠬᠠᠪᠤᠷ ᠬᠣᠲᠤᠭᠤᠵᠢᠨ ᠨᠤᠭᠤᠰᠤ ᠳᠠᠯᠠᠢ ᠲᠡᠩᠭᠢᠰ ᠡᠴᠡ ᠬᠣᠯᠠᠳᠠᠵᠤ ᠠᠢᠰᠯᠠᠨᠳ᠋᠂ ᠭᠷᠢᠨᠯᠠᠨᠳ᠋᠂ ᠺᠠᠨᠠᠳᠠ᠂ ᠠᠮᠧᠷᠢᠺᠠ ᠵᠢᠨ ᠨᠢᠭᠡᠳᠦᠭᠰᠡᠨ ᠤᠯᠤᠰ᠂ ᠠᠯᠠᠰᠺᠠ᠂ ᠣᠷᠣᠰ᠂ ᠳᠤᠮᠳᠠᠳᠤ ᠤᠯᠤᠰ᠂ ᠶᠠᠫᠣᠨ ᠤ ᠠᠭᠤᠯᠠᠨ ᠦ ᠰᠢᠷᠦᠭᠦᠨ ᠤᠷᠤᠰᠬᠠᠯᠲᠤ ᠭᠣᠣᠯ ᠤᠨ ᠬᠠᠵᠠᠭᠤ ᠳᠤ ᠡᠭᠦᠷ ᠢᠶᠡᠨ ᠵᠠᠰᠠᠭᠠᠳ ᠥᠨᠳᠡᠭᠡᠯᠡᠳᠡᠭ᠃ ᠲᠡᠷᠡ ᠦᠶ᠎ᠡ ᠳᠦ ᠬᠣᠲᠤᠭᠤᠵᠢᠨ ᠨᠤᠭᠤᠰᠤ ᠬᠤᠷᠳᠤᠨ ᠤᠷᠤᠰᠬᠠᠯ ᠢ ᠰᠥᠷᠴᠵᠦ ᠲᠡᠭᠦᠨ ᠦ ᠢᠷᠤᠭᠠᠯ ᠢᠶᠠᠷ ᠠᠯᠬᠤᠨ ᠰᠢᠮᠠᠭᠤᠯ ᠤᠨ ᠠᠪᠠᠭᠠᠯᠳᠠᠢ ᠵᠢ ᠣᠯᠵᠤ ᠢᠳᠡᠳᠡᠭ᠃

ᠬᠣᠲᠤᠭᠤᠵᠢᠨ ᠨᠤᠭᠤᠰᠤᠨ ᠤ ᠨᠤᠲᠤᠭᠰᠢᠯᠲᠠ (ᠡᠬᠢ)
BirdLife International. 2016. ᠸᠢᠺᠢᠫᠧᠳᠢᠶᠠ

ᠠᠽᠢᠶ᠎ᠠ ᠲᠢᠪ ᠲᠦ ᠬᠣᠲᠤᠭᠤᠵᠢᠨ ᠨᠤᠭᠤᠰᠤ ᠣᠷᠣᠰ ᠤᠨ ᠵᠡᠭᠦᠨ ᠬᠡᠰᠡᠭ᠂ ᠳᠤᠮᠳᠠᠳᠤ ᠤᠯᠤᠰ ᠤᠨ ᠵᠡᠭᠦᠨ ᠬᠣᠢᠳᠤ ᠬᠡᠰᠡᠭ ᠲᠦ ᠦᠷᠡᠵᠢᠳᠡᠭ᠃ ᠬᠣᠲᠤᠭᠤᠵᠢᠨ ᠨᠤᠭᠤᠰᠤ ᠪᠠᠰᠠ ᠮᠣᠩᠭᠣᠯ ᠤᠯᠤᠰ ᠲᠤ ᠭᠠᠭᠴᠠᠬᠠᠨ ᠤᠳᠠᠭ᠎ᠠ᠂ 1962 ᠣᠨ ᠳᠤ ᠪᠠᠶᠠᠨᠬᠣᠩᠭᠣᠷ ᠠᠢᠮᠠᠭ ᠤᠨ ᠪᠣᠭᠳᠠ ᠰᠤᠮᠤᠨ ᠳᠤ ᠣᠷᠣᠰᠢᠬᠤ ᠣᠷᠣᠭ ᠨᠠᠭᠤᠷ ᠲᠤ ᠪᠦᠷᠢᠳᠬᠡᠭᠳᠡᠭᠰᠡᠨ᠃ (ᠬᠠᠪᠰᠤᠷᠤᠯᠲᠠ)

ᠡᠨᠡ ᠬᠠᠭᠤᠳᠠᠰᠤᠨ ᠳᠤ ᠵᠢᠭᠠᠭᠰᠠᠨ ᠢᠶᠠᠷ᠂ ᠳᠣᠷᠣᠨᠠᠲᠤ ᠠᠢᠮᠠᠭ ᠤᠨ
ᠳᠠᠰᠢᠪᠠᠯᠪᠠᠷ ᠰᠤᠮᠤ ᠵᠢᠨ ᠨᠤᠲᠤᠭ ᠲᠤ 2016 ᠣᠨ ᠤ 5 ᠍ ᠳᠤᠭᠡᠷ ᠰᠠᠷ᠎ᠠ ᠵᠢᠨ
ᠡᠬᠢᠨ ᠳᠦ ᠮᠣᠩᠭᠣᠯ ᠣᠷᠣᠨ ᠳᠤ 2 ᠳᠠᠬᠢ ᠤᠳᠤᠭ᠎ᠠ ᠪᠠᠨ ᠪᠦᠷᠢᠳᠬᠡᠭᠳᠡᠯ᠎ᠡ

⇓  «ᠤᠯᠤᠰ ᠤᠨ ᠨᠡᠷ᠎ᠡ ᠲᠣᠮᠢᠶᠠᠨ ᠤ
ᠺᠣᠮᠢᠰ ᠤᠨ ᠮᠡᠳᠡᠭᠡ (No. 78-79-80):
ᠰᠢᠪᠠᠭᠤᠨ ᠤ ᠨᠡᠷ᠎ᠡ ᠲᠣᠮᠢᠶ᠎ᠠ»

ᠨᠢᠭᠡ ᠤᠳᠠᠭ᠎ᠠ ᠪᠦᠷᠢᠳᠬᠡᠭᠳᠡᠭᠰᠡᠨ ᠪᠣᠯᠬᠣᠷ ᠮᠣᠩᠭᠣᠯ ᠨᠡᠷ᠎ᠡ ᠪᠠᠢᠬᠤ ᠨᠢ ᠵᠦᠢ ᠶᠣᠰᠣᠨ ᠤ ᠬᠡᠷᠡᠭ᠃ ᠠᠩᠬᠠᠨ ᠤ ᠮᠣᠩᠭᠣᠯ ᠰᠢᠪᠠᠭᠤᠨ ᠤ ᠨᠡᠷ᠎ᠡ ᠲᠣᠮᠢᠶ᠎ᠠ᠂ 1969 ᠣᠨ ᠳᠤ ᠬᠡᠪᠯᠡᠭᠳᠡᠨ ᠭᠠᠷᠤᠭᠰᠠᠨ «ᠤᠯᠤᠰ ᠤᠨ ᠨᠡᠷ᠎ᠡ ᠲᠣᠮᠢᠶᠠᠨ ᠤ ᠺᠣᠮᠢᠰ ᠤᠨ ᠮᠡᠳᠡᠭᠡ (No. 78-79-80)᠄ ᠰᠢᠪᠠᠭᠤᠨ ᠤ ᠨᠡᠷ᠎ᠡ ᠲᠣᠮᠢᠶ᠎ᠠ» ᠍ ᠳᠤ 《хотгуужин нугас》 ᠪᠣᠯᠣᠨ 《хотогуужин нугас》 (ᠬᠣᠲᠤᠭᠤᠵᠢᠨ ᠨᠤᠭᠤᠰᠤ) ᠭᠡᠳᠡᠭ ᠨᠡᠷ᠎ᠡ ᠪᠡᠷ ᠪᠦᠷᠢᠳᠬᠡᠭᠳᠡᠭᠰᠡᠨ ᠪᠠᠢᠨ᠎ᠠ᠃

ᠲᠡᠷᠡ ᠨᠣᠮ ᠢ ᠡᠮᠬᠢᠳᠬᠡᠭᠴᠢᠳ ᠣᠯᠠᠨ ᠬᠠᠭᠤᠴᠢᠨ ᠮᠠᠲ᠋ᠧᠷᠢᠶᠠᠯ ᠠᠴᠠ ᠰᠢᠪᠠᠭᠤᠨ ᠤ ᠨᠡᠷᠡᠰ ᠢ ᠲᠡᠭᠦᠵᠦ ᠠᠪᠬᠤ ᠠᠴᠠ ᠭᠠᠳᠠᠨ᠎ᠠ᠂ ᠪᠡᠯᠡᠨ ᠨᠡᠷ᠎ᠡ ᠪᠠᠢᠬᠤ  ᠦᠭᠡᠢ ᠲᠣᠬᠢᠶᠠᠯᠳᠤᠯ ᠳᠤ ᠥᠪᠡᠷᠰᠡᠳ ᠵᠢᠡᠨ ᠰᠢᠨ᠎ᠡ ᠨᠡᠷ᠎ᠡ ᠣᠨᠣᠭᠠᠵᠤ ᠪᠠᠢᠭᠰᠠᠨ ᠭᠡᠨ᠎ᠡ᠃

《ᠬᠣᠲᠤᠭᠤᠵᠢᠨ》 ᠬᠡᠮᠡᠬᠦ ᠡᠨᠡ ᠨᠡᠷ᠎ᠡ ᠣᠳᠣ ᠵᠢᠨ ᠮᠣᠩᠭᠣᠯ ᠬᠡᠯᠡᠨ ᠦ ᠰᠢᠪᠠᠭᠤᠨ ᠤ ᠨᠡᠷ᠎ᠡ ᠲᠣᠮᠢᠶᠠᠨ ᠳᠤ ᠪᠠᠢᠳᠠᠭ ᠪᠥᠭᠡᠳ ᠰᠡᠭᠦᠯ ᠦᠨ ᠦᠶ᠎ᠡ ᠵᠢᠨ ᠵᠢᠷ ᠦᠨ ᠲᠣᠯᠢ ᠪᠢᠴᠢᠭ᠌ ᠲᠦ ᠴᠤ ᠲᠡᠮᠳᠡᠭᠯᠡᠭᠳᠡᠳᠡᠭ ᠪᠣᠯᠤᠭᠰᠠᠨ᠃

«ᠮᠣᠩᠭᠣᠯ ᠬᠡᠯᠡᠨ ᠦ ᠭᠤᠴᠢᠲᠤ ᠵᠢᠨ
ᠲᠠᠢᠯᠪᠤᠷᠢ ᠲᠣᠯᠢ» (2013 ᠤᠨ)

ᠲᠡᠢᠮᠦ ᠪᠣᠯᠬᠣᠷ᠂ 《ᠬᠣᠲᠤᠭᠤᠵᠢᠨ》 ᠬᠡᠮᠡᠨ ᠡᠨᠡ ᠨᠡᠷ᠎ᠡ ᠶᠠᠮᠠᠷ ᠤᠳᠬ᠎ᠠ ᠲᠠᠢ ᠶᠤᠮ ᠪᠤᠢ? ᠡᠨᠡ ᠠᠰᠠᠭᠤᠳᠠᠯ ᠢ ᠪᠣᠳᠣᠬᠤ ᠠᠴᠠ ᠡᠮᠦᠨ᠎ᠡ᠂ ᠥᠭᠡᠷ᠎ᠡ ᠬᠡᠯᠡᠨ ᠳᠦ ᠬᠡᠷᠬᠢᠨ ᠬᠡᠷᠡᠭᠯᠡᠭᠳᠡᠳᠡᠭ ᠢ ᠬᠠᠷᠠᠶ᠎ᠠ᠃

ᠣᠷᠣᠰ ᠬᠡᠯᠡᠨ ᠦ ᠨᠡᠷ᠎ᠡ ᠨᠢ 《Каменушка》 ᠪᠥᠭᠡᠳ ᠡᠨᠡ ᠨᠢ 《камен》 ᠪᠤᠶᠤ ᠴᠢᠯᠠᠭᠤ ᠭᠡᠳᠡᠭ ᠦᠭᠡ ᠲᠡᠢ ᠬᠣᠯᠪᠣᠭᠠᠲᠠᠢ᠃ ᠬᠣᠲᠤᠭᠤᠵᠢᠨ ᠨᠤᠭᠤᠰᠤ ᠬᠠᠳᠠ ᠲᠠᠢ ᠡᠷᠭᠢ ᠳᠦ ᠠᠮᠢᠳᠤᠷᠠᠳᠠᠭ ᠣᠨᠴᠠᠯᠢᠭ ᠠᠴᠠ ᠪᠣᠯᠵᠤ ᠡᠢᠨᠬᠦ ᠨᠡᠷᠡᠯᠡᠭᠳᠡᠭᠰᠡᠨ ᠪᠣᠯᠤᠯᠲᠠᠢ᠃ ᠰᠸᠧᠳᠧᠡᠨ ᠬᠡᠯᠡᠨ ᠦ 《Strömand》 ᠪᠤᠶᠤ 《ᠲᠦᠷᠭᠡᠨ ᠤᠷᠤᠰᠬᠠᠯ ᠤᠨ ᠨᠤᠭᠤᠰᠤ》 ᠭᠡᠵᠦ ᠨᠡᠷᠡᠯᠡᠭᠳᠡᠭᠰᠡᠨ ᠨᠢ ᠬᠣᠢᠳᠤ ᠧᠦ᠋ᠷᠣᠫᠠ ᠵᠢᠨ ᠬᠡᠳᠦ ᠬᠡᠳᠦᠨ ᠤᠯᠤᠰ ᠤᠨ ᠰᠢᠷᠦᠭᠦᠨ ᠤᠷᠤᠰᠬᠠᠯ ᠲᠠᠢ ᠭᠣᠣᠯ ᠤᠨ ᠰᠢᠪᠠᠭᠤ ᠬᠡᠮᠡᠬᠦ ᠨᠡᠷ᠎ᠡ ᠲᠡᠢ ᠢᠵᠢᠯ ᠪᠠᠢᠨ᠎ᠠ᠃ 《ᠬᠥᠵᠦᠭᠦᠪᠴᠢᠲᠤ ᠨᠤᠭᠤᠰᠤ》 (ᠭᠧᠷᠮᠠᠨ ᠬᠡᠯᠡ)᠂ 《ᠬᠡ ᠲᠡᠢ ᠨᠤᠭᠤᠰᠤ》 (ᠫᠣᠯᠠᠨᠳ᠋ ᠬᠡᠯᠡ)᠂ 《ᠴᠢᠮᠡᠭᠯᠡᠬᠦ ᠨᠤᠭᠤᠰᠤ》 (ᠯᠢᠲ᠋ᠤ᠎ᠠ ᠬᠡᠯᠡ)᠂ 《ᠠᠯᠠᠭ ᠨᠤᠭᠤᠰᠤ》 (ᠴᠧᠬᠤ᠋ ᠬᠡᠯᠡ)᠂ 《ᠴᠠᠭᠠᠨ ᠵᠤᠷᠪᠤᠰ ᠲᠠᠢ ᠨᠤᠭᠤᠰᠤ》 (ᠺᠣᠷᠢᠶᠠ ᠬᠡᠯᠡ) ᠭᠡᠬᠦ ᠮᠡᠲᠦ ᠪᠡᠷ ᠨᠤᠭᠤᠰᠤᠨ ᠤ ᠭᠠᠳᠠᠭᠠᠳᠤ ᠲᠥᠷᠬᠦ ᠵᠢ ᠢᠯᠡᠷᠬᠡᠢᠯᠡᠳᠡᠭ ᠨᠡᠷ᠎ᠡ ᠴᠤ ᠪᠠᠢᠨ᠎ᠠ᠃

ᠬᠣᠲᠤᠭᠤᠵᠢᠨ ᠨᠤᠭᠤᠰᠤᠨ ᠤ ᠠᠩᠭ᠍ᠯᠢ ᠨᠡᠷ᠎ᠡ 《Harlequin Duck》 ᠶᠤᠮ᠃ 《Harlequin》 (ᠠᠷᠯᠧᠬᠢᠨ) ᠪᠣᠯ 16 ᠍ ᠳᠤᠭᠠᠷ ᠵᠠᠭᠤᠨ ᠳᠤ ᠢᠲ᠋ᠠᠯᠢ ᠠᠴᠠ ᠡᠭᠦᠰᠦᠭᠡᠳ᠂ 16᠂ 17᠂ 18 ᠍ ᠳᠤᠭᠠᠷ ᠵᠠᠭᠤᠨ ᠳᠤ ᠧᠦ᠋ᠷᠣᠫᠠ ᠵᠢᠨ ᠤᠯᠤᠰ ᠤᠳ ᠲᠤ ᠲᠦᠭᠡᠮᠡᠯ ᠪᠣᠯᠤᠭᠰᠠᠨ ᠺᠣᠮᠧᠳᠢᠶ᠎ᠠ ᠳ᠋ᠧᠯ ᠠᠷᠲ᠋ᠧ (Commedia dell'arte) ᠭᠡᠳᠡᠭ ᠲᠢᠶᠠᠲ᠋ᠷ ᠤᠨ ᠬᠡᠯᠪᠡᠷᠢ ᠵᠢᠨ ᠨᠢᠭᠡ ᠵᠦᠢᠯ ᠦᠨ ᠠᠯᠢᠶᠠᠯᠠᠭᠴᠢ ᠵᠢᠨ ᠳᠦᠷᠢ᠃ ᠺᠣᠮᠧᠳᠢᠶ᠎ᠠ ᠳ᠋ᠧᠯ ᠠᠷᠲ᠋ᠧ ᠪᠣᠯ ᠪᠡᠶ᠎ᠡ ᠪᠡᠨ ᠲᠣᠭᠤᠭᠰᠠᠨ ᠡᠷᠳᠡᠮᠲᠡᠨ᠂ ᠰᠢᠨᠤᠯ ᠲᠠᠢ ᠪᠠᠶᠠᠨ ᠡᠪᠦᠭᠡᠨ᠂ ᠵᠠᠯᠢ ᠲᠠᠢ ᠵᠠᠷᠤᠴᠠ ᠨᠠᠷ᠂ ᠳᠤᠷᠠᠯᠠᠭᠰᠠᠨ ᠵᠠᠯᠠᠭᠤᠴᠤᠳ ᠭᠡᠬᠦ ᠮᠡᠲᠦ ᠶᠠᠩᠵᠤ ᠪᠦᠷᠢ ᠵᠢᠨ ᠬᠡᠪᠰᠢᠭᠰᠡᠨ ᠳᠦᠷᠢ ᠲᠡᠢ᠃ ᠵᠠᠯᠠᠭᠤ ᠡᠮᠡᠭᠲᠡᠢ ᠡᠴᠡ ᠪᠤᠰᠤᠳ ᠪᠦᠬᠦ ᠵᠦᠴᠦᠭᠡᠴᠢᠳ ᠪᠠᠭ ᠵᠡᠭᠦᠳᠡᠭ ᠪᠠᠢᠭᠰᠠᠨ᠃

ᠠᠷᠯᠧᠬᠢᠨ (ᠡᠬᠢ)
Maurice Sand Masques et bouffons (Comedie Italienne). Paris, Michel Levy Freres, 1860

ᠵᠦᠴᠦᠭᠡᠴᠢᠳ ᠵᠣᠬᠢᠶᠠᠯ ᠤᠨ ᠳᠠᠭᠠᠤ ᠶᠠᠷᠢᠬᠤ ᠠᠴᠠ ᠭᠠᠳᠠᠨ᠎ᠠ ᠵᠠᠷᠢᠮ ᠳᠤ ᠪᠠᠨ ᠨᠡᠢᠭᠡᠮ ᠤᠨ ᠶᠣᠰᠣ ᠪᠤᠰᠤ ᠵᠦᠢᠯ ᠢ ᠲᠤᠬᠠᠢ ᠵᠢᠨ ᠨᠥᠬᠥᠴᠡᠯ ᠳᠦ ᠥᠪᠡᠷ ᠦᠨ ᠦᠭᠡ ᠪᠡᠷ ᠢᠨᠢᠶᠡᠳᠦᠮ ᠦᠨ ᠥᠩᠭᠡ ᠠᠶᠠᠰ ᠵᠢᠠᠷ ᠰᠢᠭᠦᠮᠵᠢᠯᠡᠳᠡᠭ᠃ ᠣᠯᠠᠨ ᠥᠩᠭᠡ ᠲᠡᠢ ᠬᠤᠪᠴᠠᠰᠤ ᠡᠮᠦᠰᠦᠭᠡᠳ ᠠᠺᠷᠣᠪᠠᠲ᠋ᠢᠺ ᠤᠨ ᠦᠵᠡᠭᠦᠯᠪᠦᠷᠢ ᠬᠢᠳᠡᠭ ᠵᠠᠷᠤᠴᠠ ᠠᠷᠯᠧᠬᠢᠨ ᠰᠢᠨᠤᠯ ᠲᠠᠢ ᠡᠵᠡᠨ ᠫᠠᠨᠲ᠋ᠠᠯᠤᠨ ᠢ ᠮᠡᠬᠡᠯᠡᠭᠡᠳ ᠳᠤᠷᠠᠯᠠᠭᠰᠠᠨ ᠵᠠᠯᠠᠭᠤᠴᠤᠳ ᠲᠤ ᠲᠤᠰᠠᠯᠠᠳᠠᠭ ᠳᠦᠷᠢ ᠪᠠᠢᠭᠰᠠᠨ᠃

ᠫᠣᠯᠢ ᠰᠧᠽᠠᠨ᠂ 1888᠂ ᠮᠠᠷᠳ᠋-ᠭᠷᠠ (ᠫᠢᠶᠧᠷᠣ ᠪᠠ ᠠᠷᠯᠧᠬᠢᠨ)᠂ ᠫᠤᠱᠺᠢᠨ ᠮᠦᠽᠡᠢ (ᠡᠬᠢ)

ᠳᠠᠷᠠᠭ᠎ᠠ ᠨᠢ᠂ ᠹᠷᠠᠨᠼᠢ ᠠᠴᠠ 《ᠫᠢᠶᠧᠷᠣ》 ᠭᠡᠳᠡᠭ ᠴᠠᠭᠠᠨ ᠬᠤᠪᠴᠠᠰᠤ ᠲᠠᠢ ᠤᠢᠳᠬᠠᠷ ᠲᠠᠢ ᠠᠯᠢᠶᠠᠯᠠᠭᠴᠢ᠂ ᠠᠩᠭ᠍ᠯᠢ ᠠᠴᠠ 《ᠺᠯᠣᠦᠨ》 ᠭᠡᠳᠡᠭ ᠴᠠᠭᠠᠨ ᠴᠢᠷᠠᠢ ᠲᠠᠢ ᠠᠯᠢᠶᠠᠯᠠᠭᠴᠢ ᠪᠠᠰᠠ ᠭᠠᠷᠤᠭᠰᠠᠨ ᠴᠤ᠂ ᠤᠷᠲᠤ ᠬᠤᠭᠤᠴᠠᠭᠠᠨ ᠤ ᠲᠤᠷᠰᠢ ᠷᠣᠮᠪ ᠬᠡᠯᠪᠡᠷᠢ ᠵᠢᠨ ᠬᠡ ᠲᠡᠢ ᠬᠤᠪᠴᠠᠰᠤ ᠡᠮᠦᠰᠳᠡᠭ ᠠᠷᠯᠧᠬᠢᠨ ᠬᠡᠪ ᠵᠢᠡᠷ ᠵᠢᠡᠨ ᠠᠯᠢᠶᠠᠯᠠᠭᠴᠢ ᠵᠢᠨ ᠪᠡᠶᠡᠯᠡᠯ ᠪᠠᠢᠵᠤ ᠦᠯᠡᠳᠡᠭᠰᠡᠨ᠃ ᠭᠣᠶᠤᠮᠰᠤᠭ ᠬᠣᠲᠤᠭᠤᠵᠢᠨ ᠨᠤᠭᠤᠰᠤ ᠵᠢ 《ᠠᠷᠯᠧᠬᠢᠨ》ᠭᠡᠵᠦ ᠨᠡᠷᠡᠯᠡᠬᠦ ᠨᠡᠷᠡᠯᠡᠬᠦ ᠨᠢ ᠰᠣᠨᠢᠨ ᠶᠠᠭᠤᠮ᠎ᠠ ᠪᠢᠰᠢ᠃ 《Harlequin Duck》 ᠭᠡᠳᠡᠭ ᠠᠩᠭ᠍ᠯᠢ ᠬᠡᠯᠡᠨ ᠦ ᠨᠡᠷ᠎ᠡ ᠢ 19 ᠳᠤᠭᠡᠷ ᠵᠠᠭᠤᠨ ᠳᠦ ᠠᠯᠢ ᠬᠡᠳᠦᠢᠨ ᠬᠡᠷᠡᠭᠯᠡᠳᠡᠭ ᠪᠠᠢᠭᠰᠠᠨ᠃ ᠹᠷᠠᠨᠼᠢ ᠬᠡᠨᠡᠯ ᠦ 《Arlequin plongeur》, ᠢᠲ᠋ᠠᠯᠢ ᠬᠡᠯᠡᠨ ᠦ 《Moretta arlecchino》, ᠢᠰᠫᠠᠨᠢ ᠬᠡᠯᠡᠨ ᠦ 《Pato Arlequín》 ᠰᠢᠭ, ᠤᠯᠠᠨ ᠧᠦ᠋ᠷᠣᠫᠠ ᠵᠢᠨ ᠬᠡᠯᠡᠨ ᠳᠦ ᠡᠨᠡ ᠨᠤᠭᠤᠰᠤ ᠢ 《ᠠᠷᠯᠧᠬᠢᠨ》 ᠭᠡᠵᠦ ᠨᠡᠷᠡᠯᠡᠵᠦ ᠪᠠᠢᠨ᠎ᠠ᠃ 《Harlequin Duck》ᠡᠴᠡ ᠭᠠᠳᠠᠨ᠎ᠠ ᠣᠯᠠᠨ ᠥᠩᠭᠡ ᠲᠡᠢ 《Harlequin Quail》 (ᠪᠦᠳᠦᠨ᠎ᠡ)᠂ 《Harlequin Rabbit》 (ᠲᠠᠤᠯᠠᠢ ᠵᠢᠨ ᠡᠭᠦᠯᠳᠡᠷ) ᠪᠠᠰᠠ ᠪᠠᠢᠨ᠎ᠠ᠃

具有非常丰富多彩的羽毛,酷似意大利哑剧中多姿多彩的角色——丑角,故名之

ᠬᠢᠲᠠᠳ ᠬᠡᠯᠡᠨ ᠳᠦ ᠬᠣᠲᠤᠭᠤᠵᠢᠨ ᠨᠤᠭᠤᠰᠤ ᠵᠢ 丑鸭 chǒuyā ᠭᠡᠳᠡᠭ᠃ ᠪᠠᠢᠳᠦ ᠪᠠᠢᠺᠧ ᠸᠧᠪᠰᠠᠢᠲ ᠲᠤ ᠪᠢᠴᠢᠭᠰᠡᠨ ᠵᠢᠡᠷ᠂ 《ᠮᠠᠰᠢ ᠥᠩᠭᠡᠯᠢᠭ ᠥᠳᠥ ᠲᠡᠢ᠂ ᠢᠲ᠋ᠠᠯᠢ ᠵᠢᠨ ᠠᠯᠢᠶᠠᠯᠠᠭᠴᠢ ᠵᠢᠨ ᠳᠦᠷᠢ ᠵᠢᠨ ᠥᠩᠭᠡ ᠠᠶᠠᠰ ᠰᠢᠭ ᠪᠥᠭᠡᠳ ᠡᠨᠡ ᠨᠢ ᠲᠤᠬᠠᠢ ᠵᠢᠨ ᠨᠡᠷᠡᠨ ᠦ ᠭᠠᠷᠤᠯ ᠡᠭᠦᠰᠦᠯ ᠶᠤᠮ》 (ᠡᠬᠢ)᠃ ᠴᠤᠬᠤᠮ ᠳᠠᠭᠠᠨ ᠬᠢᠲᠠᠳ ᠬᠡᠯᠡᠨ ᠦ ᠨᠡᠷ᠎ᠡ ᠰᠢᠭᠤᠳ ᠢᠲ᠋ᠠᠯᠢ ᠵᠢᠨ ᠳᠦᠷᠢ ᠵᠢ ᠵᠢᠭᠠᠭᠰᠠᠨ ᠪᠤᠰᠤ᠂ ᠶᠡᠷᠦᠩᠬᠡᠢ ᠳᠦ ᠪᠡᠨ ᠠᠩᠭ᠍ᠯᠢ ᠨᠡᠷ᠎ᠡ ᠵᠢ ᠣᠷᠴᠢᠭᠤᠯᠤᠭᠰᠠᠨ ᠶᠤᠮ᠃ ᠠᠩᠬ᠎ᠠ ᠤᠳᠠᠭ᠎ᠠ ᠬᠡᠪᠯᠡᠭᠳᠡᠭᠰᠡᠨ ᠳᠤᠮᠳᠠᠳᠤ ᠤᠯᠤᠰ ᠳᠠᠬᠢ ᠬᠢᠲᠠᠳ ᠨᠡᠷ᠎ᠡ ᠲᠡᠢ ᠰᠢᠪᠠᠭᠤᠨ ᠤ ᠨᠡᠷ᠎ᠡ ᠲᠣᠮᠢᠶ᠎ᠠ ᠪᠤᠶᠤ «Chinese Birds» (《ᠳᠤᠮᠳᠠᠳᠤ ᠤᠯᠤᠰ ᠦᠨ ᠰᠢᠪᠠᠭᠤᠨ ᠨᠤᠭᠤᠳ》᠂ ᠪᠡᠭᠡᠵᠢᠩ 1926 ᠣᠨ) ᠍ ᠲᠤ ᠬᠣᠲᠤᠭᠤᠵᠢᠨ ᠨᠤᠭᠤᠰᠤ ᠬᠣᠶᠠᠷ ᠬᠢᠲᠠᠳ ᠨᠡᠷ᠎ᠡ ᠲᠡᠢ ᠪᠠᠢᠭᠰᠠᠨ᠃

ᠳᠡᠭᠡᠷᠡᠬᠢ ᠨᠡᠷ᠎ᠡ ᠪᠣᠯᠬᠤ 晨鳧 chénfú ᠪᠣᠯ 1923 ᠣᠨ ᠳᠤ ᠱᠠᠩᠬᠠᠢ ᠵᠢᠨ Commercial Press ᠍ ᠡᠴᠡ ᠬᠡᠪᠯᠡᠭᠳᠡᠨ ᠭᠠᠷᠤᠭᠰᠠᠨ «Zoological Nomenclature» (ᠠᠮᠢᠲᠠᠨ ᠰᠤᠳᠤᠯᠤᠯ ᠤᠨ ᠨᠡᠷ᠎ᠡ ᠲᠣᠮᠢᠶ᠎ᠠ) ᠍ ᠠᠴᠠ ᠠᠪᠤᠭᠰᠠᠨ ᠨᠡᠷ᠎ᠡ᠃ ᠬᠠᠷᠢᠨ ᠡᠨᠡ ᠨᠣᠮ ᠳᠤ ᠪᠠᠢᠭ᠎ᠠ ᠣᠯᠠᠨ ᠬᠢᠲᠠᠳ ᠨᠡᠷ᠎ᠡ ᠦᠨᠡᠨ ᠳᠦ ᠪᠡᠨ ᠶᠠᠫᠣᠨᠴᠤᠳ ᠤᠨ ᠰᠢᠪᠠᠭᠤᠨ ᠳᠤ ᠣᠨᠣᠭᠠᠵᠤ ᠥᠭᠭᠦᠭᠰᠡᠨ ᠨᠡᠷ᠎ᠡ ᠪᠠᠢᠭᠰᠠᠨ᠃ ᠡᠨᠡ ᠨᠡᠷ᠎ᠡ ᠪᠠᠰᠠ ᠶᠡᠷᠦ ᠨᠢ ᠬᠢᠲᠠᠳ ᠨᠡᠷ᠎ᠡ ᠪᠤᠰᠤ᠂ ᠶᠠᠫᠣᠨ ᠳᠤ ᠲᠣᠭᠲᠠᠭᠠᠭᠰᠠᠨ ᠨᠡᠷ᠎ᠡ᠃ 晨鳧 ᠬᠡᠮᠡᠬᠦ ᠬᠢᠲᠠᠳ ᠦᠰᠦᠭ ᠨᠢ 《ᠥᠷᠯᠥᠭᠡᠨ ᠦ ᠨᠤᠭᠤᠰᠤ》 ᠭᠡᠳᠡᠭ ᠤᠳᠬ᠎ᠠ ᠲᠠᠢ᠃ ᠶᠠᠫᠣᠨ ᠵᠢᠠᠷ 《shinori-gamo》 ᠭᠡᠵᠦ ᠤᠩᠰᠢᠳᠠᠭ᠃ 晨 ᠬᠡᠮᠡᠬᠦ ᠬᠢᠲᠠᠳ ᠦᠰᠦᠭ ᠢ ᠵᠥᠪᠬᠡᠨ ᠡᠨᠡ ᠨᠤᠭᠤᠰᠤ ᠵᠢ 《shinori》 ᠭᠡᠵᠦ ᠲᠠᠭᠤᠳᠠᠬᠤ ᠪᠥᠭᠡᠳ ᠪᠤᠰᠤᠳ ᠦᠶ᠎ᠡ ᠳᠦ 《shinori》 ᠬᠡᠮᠡᠨ ᠤᠩᠰᠢᠳᠠᠭ ᠦᠭᠡᠢ᠃ 《Shinori》 ᠍ ᠵᠢᠨ ᠤᠳᠬ᠎ᠠ᠂ ᠭᠠᠷᠤᠯ ᠴᠤ ᠲᠣᠳᠣᠷᠬᠠᠢ ᠪᠢᠰᠢ᠃

ᠳᠣᠣᠷᠠᠬᠢ ᠨᠡᠷ᠎ᠡ ᠪᠣᠯᠬᠤ太平洋小丑鴨 tàipíngyáng xiǎochǒu-yā (ᠨᠣᠮᠣᠬᠠᠨ ᠳᠠᠯᠠᠢ ᠵᠢᠨ ᠠᠯᠢᠶᠠᠯᠠᠭᠴᠢ ᠵᠢᠨ ᠨᠤᠭᠤᠰᠤ) ᠪᠣᠯ ᠠᠩᠭ᠍ᠯᠢ ᠨᠡᠷ᠎ᠡ 《Pacific Harlequin Duck》 ᠍ ᠢ ᠰᠢᠭᠤᠳ ᠬᠢᠲᠠᠳ ᠬᠡᠯᠡ ᠤᠷᠤᠭᠤ ᠣᠷᠴᠢᠭᠤᠯᠤᠭᠰᠠᠨ ᠶᠤᠮ᠃ 丑角 chǒujué (ᠠᠯᠢᠶᠠᠯᠠᠭᠴᠢ ᠵᠢᠨ ᠳᠦᠷᠢ) ᠪᠣᠯ ᠪᠡᠭᠡᠵᠢᠩ ᠰᠢ ᠵᠢᠨ ᠨᠢᠭᠡ ᠳᠦᠷᠢ᠃ ᠳᠤᠮᠳᠠᠳᠤ ᠤᠯᠤᠰ ᠤᠨ ᠪᠠᠢᠳᠦ ᠪᠠᠢᠺᠧ ᠸᠧᠪᠰᠠᠢᠲ ᠲᠤ ᠡᠨᠡᠬᠦ ᠦᠭᠡ ᠵᠢ ᠢᠲ᠋ᠠᠯᠢ ᠠᠴᠠ ᠠᠪᠤᠭᠰᠠᠨ ᠭᠡᠰᠡᠨ ᠪᠣᠯᠪᠠᠴᠤ᠂ ᠦᠨᠡᠨ ᠳᠦ ᠪᠡᠨ ᠠᠩᠭ᠍ᠯᠢ ᠬᠡᠯᠡᠨ ᠦ 《harlequin》 ᠭᠡᠳᠡᠭ ᠦᠭᠡ ᠵᠢ ᠬᠢᠲᠠᠳ ᠬᠡᠯᠡᠨ ᠦ 小丑 xiǎochǒu (ᠵᠢᠵᠢᠭ᠌ ᠠᠯᠢᠶᠠᠯᠠᠭᠴᠢ) ᠦᠭᠡ ᠪᠡᠷ ᠣᠷᠴᠢᠭᠤᠯᠤᠭᠰᠠᠨ᠃ ᠡᠨᠡ ᠨᠢ ᠣᠳᠣ ᠵᠢᠨ ᠪᠠᠢᠳᠠᠯ ᠵᠢᠠᠷ ᠠᠩᠭ᠍ᠯᠢ ᠬᠡᠯᠡᠨ ᠦ 《clown》ᠲᠠᠢ ᠳᠦᠢᠳᠡᠭ ᠦᠭᠡ᠃

丑角 chǒujué (ᠡᠬᠢ)

ᠳᠠᠷᠠᠭ᠎ᠠ ᠨᠢ ᠳᠤᠮᠳᠠᠳᠤ ᠤᠯᠤᠰ ᠦᠨ ᠰᠢᠪᠠᠭᠤ ᠰᠤᠳᠤᠯᠤᠭᠠᠴᠢᠢᠳ 晨鳧 chénfú ᠵᠢ ᠰᠣᠩᠭᠣᠯ ᠦᠭᠡᠢ ᠪᠡᠷ᠂ 小丑鴨 xiǎochǒu-yā ᠍ ᠵᠢ ᠠᠪᠬᠤ ᠳᠤ ᠪᠠᠨ ᠬᠢᠲᠠᠳ ᠤᠨ 《ᠬᠣᠶᠠᠷ ᠦᠰᠦᠭ ᠲᠠᠢ ᠦᠭᠡ ᠢᠯᠡᠭᠦᠦ ᠠᠶᠠᠲᠠᠢᠬᠠᠨ》 ᠭᠡᠳᠡᠭ ᠬᠡᠪᠰᠢᠯ ᠳᠦ ᠦᠨᠳᠦᠰᠦᠯᠡᠨ 丑鸭 chǒuyā ᠍ ᠬᠡᠮᠡᠨ ᠲᠣᠪᠴᠢᠯᠠᠵᠤ ᠡᠬᠢᠨ ᠦ ᠦᠰᠦᠭ ᠢ ᠬᠠᠰᠤᠭᠰᠠᠨ ᠪᠣᠯᠤᠯᠲᠠᠢ᠃

ᠵᠠ᠂ ᠬᠠᠷᠢᠨ ᠮᠣᠩᠭᠣᠯ ᠬᠡᠯᠡᠨ ᠦ 《ᠬᠣᠲᠤᠭᠤᠵᠢᠨ》 ᠶᠠᠮᠠᠷ ᠤᠳᠬ᠎ᠠ ᠲᠠᠢ ᠶᠤᠮ ᠪᠣᠯ? ᠴᠤᠬᠤᠮ ᠳᠠᠭᠠᠨ ᠲᠣᠳᠣᠷᠬᠠᠢ ᠭᠠᠷᠤᠯ ᠪᠠᠢᠳᠠᠯ ᠢ ᠲᠠᠭᠠᠮᠠᠭᠯᠠᠵᠤ ᠴᠢᠳᠠᠨ᠎ᠠ᠃

ᠮᠣᠩᠭᠣᠯ ᠬᠡᠯᠡᠨ ᠳᠦ 《ᠬᠣᠳᠣᠭᠣᠴᠢᠨ》ᠭᠡᠳᠡᠭ ᠦᠭᠡ ᠪᠠᠢᠳᠠᠭ᠃ 《ᠮᠣᠩᠭᠣᠯ ᠬᠡᠯᠡᠨ ᠦ ᠶᠡᠬᠡ ᠲᠠᠢᠯᠪᠤᠷᠢ ᠲᠣᠯᠢ》 ᠳᠤ ᠭᠤᠷᠪᠠᠨ ᠬᠣᠯᠪᠣᠭᠠᠲᠠᠢ ᠦᠭᠡ ᠪᠠᠢᠨ᠎ᠠ:

«ᠮᠣᠩᠭᠣᠯ ᠬᠡᠯᠡᠨ ᠦ ᠳᠡᠯᠭᠡᠷᠡᠩᠭᠦᠢ ᠲᠠᠢᠯᠪᠤᠷᠢ ᠲᠣᠯᠢ» ᠍ ᠳᠦ ᠳᠤᠷᠠᠳᠤᠭᠰᠠᠨ ᠵᠢᠠᠷ᠂ 《ᠬᠣᠳᠣᠭᠣᠴᠢᠨ》 ᠍ ᠤ ᠤᠳᠬ᠎ᠠ 《ᠬᠣᠪ ᠵᠥᠭᠡᠭᠡᠭᠴᠢ᠂ ᠬᠣᠪ ᠬᠡᠯᠡᠭᠴᠢ》᠂ 《ᠬᠣᠲᠣᠭᠣᠴᠢᠨ》 ᠍ ᠤ ᠤᠳᠬ᠎ᠠ ᠵᠢ 《ᠪᠠᠭ》 ᠭᠡᠵᠦ ᠪᠠᠢᠨ᠎ᠠ᠃ 《ᠪᠠᠭ》 ᠨᠢ ᠠᠯᠢᠶᠠᠯᠠᠭᠴᠢ ᠲᠠᠢ ᠣᠢᠷᠠᠯᠴᠠᠭ᠎ᠠ ᠭᠡᠰᠡᠨ ᠴᠤ ᠠᠷᠠᠢ ᠯᠠ ᠣᠨᠳᠣᠣ ᠪᠠᠢᠨ᠎ᠠ᠃ ᠬᠠᠷᠢᠨ ᠰᠡᠭᠦᠯ ᠦᠨ ᠦᠶ᠎ᠡ ᠵᠢᠨ «ᠮᠣᠩᠭᠣᠯ ᠬᠡᠯᠡᠨ ᠦ ᠭᠤᠴᠢᠲᠤ ᠵᠢᠨ ᠲᠠᠢᠯᠪᠤᠷᠢ ᠲᠣᠯᠢ» ᠍ ᠳᠦ ᠶᠠᠭ ᠲᠠᠭ ᠲᠠᠭᠠᠷᠠᠳᠠᠭ ᠤᠳᠬ᠎ᠠ ᠪᠠᠰᠠ ᠲᠡᠮᠳᠡᠭᠯᠡᠭᠳᠡᠵᠢ᠃

⥣ «ᠮᠣᠩᠭᠣᠯ ᠬᠡᠯᠡᠨ ᠦ ᠳᠡᠯᠭᠡᠷᠡᠩᠭᠦᠢ
ᠲᠠᠢᠯᠪᠤᠷᠢ ᠲᠣᠯᠢ» (2008 ᠣᠨ)
«ᠮᠣᠩᠭᠣᠯ ᠬᠡᠯᠡᠨ ᠦ ᠭᠤᠴᠢᠲᠤ ᠵᠢᠨ
ᠲᠠᠢᠯᠪᠤᠷᠢ ᠲᠣᠯᠢ» (2013 ᠤᠨ) ⥥

ᠡᠨᠡ ᠣᠭᠲᠣ ᠰᠢᠨ᠎ᠡ ᠪᠡᠷ ᠭᠠᠷᠤᠭᠰᠠᠨ ᠤᠳᠬ᠎ᠠ ᠪᠢᠰᠢ᠃ ᠮᠣᠩᠭᠣᠯ-ᠭᠠᠳᠠᠭᠠᠳᠤ ᠬᠡᠯᠡᠨ ᠦ ᠲᠣᠯᠢ ᠪᠢᠴᠢᠭ᠌ ᠲᠦ ᠪᠠᠰᠠ ᠲᠡᠮᠳᠡᠭᠯᠡᠭᠳᠡᠳᠡᠭ᠃ Ferdinand Lessing ᠍ ᠦᠨ «Mongolian-English Dictionary» ᠍ ᠳᠦ ᠳᠤᠷᠠᠳᠤᠭᠰᠠᠨ ᠵᠢᠠᠷ 《ᠬᠣᠳᠣᠭᠴᠢᠨ》 ᠍ ᠤ ᠤᠳᠬ᠎ᠠ 《clown᠂ mask》 (ᠠᠯᠢᠶᠠᠯᠠᠭᠴᠢ᠂ ᠪᠠᠭ)᠃

«ᠰᠢᠨ᠎ᠡ ᠮᠣᠩᠭᠣᠯ ᠬᠢᠲᠠᠳ ᠲᠣᠯᠢ» ᠍ ᠳᠦ ᠳᠤᠷᠠᠳᠤᠭᠰᠠᠨ ᠵᠢᠠᠷ 《ᠬᠣᠳᠣᠭᠣᠴᠢᠨ》 ᠍ ᠤ ᠤᠳᠬ᠎ᠠ ᠪᠣᠯ (1) 小丑᠂ 丑角 xiǎochǒu᠂ chǒujué (ᠠᠯᠢᠶᠠᠯᠠᠭᠴᠢ᠂ ᠠᠯᠢᠶᠠᠯᠠᠭᠴᠢ ᠵᠢᠨ ᠳᠦᠷᠢ)᠃


⥣ «Mongolian-English Dictionary»,
Ferdinand D. Lessing (1960 ᠤᠨ)

«ᠰᠢᠨ᠎ᠡ ᠮᠣᠩᠭᠣᠯ ᠬᠢᠲᠠᠳ ᠲᠣᠯᠢ»
(1998 ᠤᠨ) ⥥

ᠲᠡᠭᠦᠪᠡᠷ ᠪᠠᠷᠠᠬᠤ ᠦᠭᠡᠢ᠂ ᠳᠤᠮᠳᠠᠳᠤ ᠤᠯᠤᠰ ᠡᠴᠡ ᠬᠡᠪᠯᠡᠵᠦ ᠭᠠᠷᠭᠠᠭᠰᠠᠨ ᠮᠣᠩᠭᠣᠯ ᠬᠡᠯᠡᠨ ᠦ ᠲᠣᠯᠢ ᠪᠢᠴᠢᠭ᠌ ᠲᠦ ᠴᠤ 《ᠠᠯᠢᠶᠠᠯᠠᠭᠴᠢ》 ᠬᠡᠮᠡᠬᠦ ᠤᠳᠬ᠎ᠠ ᠪᠠᠰᠠ ᠪᠠᠢᠨ᠎ᠠ᠃

ᠳᠤᠮᠳᠠᠳᠤ ᠤᠯᠤᠰ ᠤᠨ ᠬᠠᠮᠤᠭ ᠤᠨ ᠲᠣᠮᠣ ᠮᠣᠩᠭᠣᠯ ᠬᠡᠯᠡᠨ ᠦ ᠲᠣᠯᠢ ᠪᠢᠴᠢᠭ᠌ ᠪᠣᠯᠬᠤ «ᠮᠣᠩᠭᠣᠯ ᠬᠡᠯᠡᠨ ᠤ ᠲᠣᠯᠢ» ᠍ ᠳᠦ ᠳᠣᠣᠷ᠎ᠠ ᠳᠤᠷᠠᠳᠤᠭᠰᠠᠨ ᠲᠣᠳᠣᠷᠬᠠᠢᠯᠠᠯᠲᠠ ᠪᠠᠢᠳᠠᠭ᠄ 《(2) ᠤᠷᠠᠨ ᠲᠣᠭᠯᠠᠭᠠᠮ ᠪᠤᠶᠤ ᠰᠢ ᠳᠠᠭᠤᠯᠠᠯᠳᠤ ᠱᠣᠭ ᠢᠨᠢᠶᠡᠳᠤᠮ ᠭᠠᠷᠭᠠᠭᠴᠢ》᠃ «ᠮᠣᠩᠭᠣᠯ ᠬᠢᠲᠠᠳ ᠲᠣᠯᠢ» ᠍ ᠳᠦ ᠴᠤ ᠶᠠᠭ 丑角᠂ 小丑 chǒujué᠂ xiǎochǒu (ᠠᠯᠢᠶᠠᠯᠠᠭᠴᠢ ᠵᠢᠨ ᠳᠦᠷᠢ᠂ ᠠᠯᠢᠶᠠᠯᠠᠭᠴᠢ) ᠭᠡᠳᠡᠭ ᠦᠭᠡ ᠪᠠᠢᠨ᠎ᠠ᠃

«ᠮᠣᠩᠭᠣᠯ ᠬᠡᠯᠡ ᠦ ᠲᠣᠯᠢ» (1997 ᠤᠨ)
«ᠮᠣᠩᠭᠣᠯ ᠬᠢᠲᠠᠳ ᠲᠣᠯᠢ» (1999 ᠤᠨ)

ᠡᠨᠳᠡ ᠡᠴᠡ ᠦᠵᠡᠪᠡᠯ᠂ 《ᠬᠣᠳᠣᠭᠣᠴᠢᠨ》 ᠭᠡᠳᠡᠭ ᠨᠢ ᠡᠷᠲᠡᠨ ᠡᠴᠡ 《ᠠᠯᠢᠶᠠᠯᠠᠭᠴᠢ》 ᠬᠡᠮᠡᠬᠦ ᠤᠳᠬ᠎ᠠ ᠲᠠᠢ ᠪᠠᠢᠭᠰᠠᠨ᠃ ᠣᠳᠣ ᠮᠣᠩᠭᠣᠯ ᠤᠯᠤᠰ ᠠᠴᠠ ᠭᠠᠷᠭᠠᠭᠰᠠᠨ ᠲᠣᠯᠢ ᠪᠢᠴᠢᠭ᠌ ᠲᠦ ᠴᠥᠬᠥᠨ ᠪᠠᠢᠳᠠᠭ ᠴᠤ᠂ ᠥᠪᠥᠷ ᠮᠣᠩᠭᠣᠯ ᠤᠨ ᠲᠣᠯᠢ ᠪᠢᠴᠢᠭ᠌ ᠲᠦ ᠡᠷᠲᠡᠨ ᠡᠴᠡ ᠦᠯᠡᠳᠡᠭᠰᠡᠨ ᠪᠠᠢᠨ᠎ᠠ᠃ 《ᠬᠣᠳᠣᠭᠣᠴᠢᠨ》 ᠶᠠᠭ ᠬᠢᠲᠠᠳ ᠬᠡᠯᠡᠨ ᠦ 丑 chǒu (ᠠᠯᠢᠶᠠᠯᠠᠭᠴᠢ) ᠬᠡᠮᠡᠬᠦ ᠤᠳᠬ᠎ᠠ ᠲᠠᠢ ᠪᠣᠯᠬᠣᠷ᠂ ᠡᠨᠡ ᠨᠤᠭᠤᠰᠤᠨ ᠤ ᠨᠡᠷ᠎ᠡ 《ᠬᠣᠲᠤᠭᠤᠵᠢᠨ ᠨᠤᠭᠤᠰᠤ》 ᠪᠤᠰᠤ᠂ 《ᠬᠣᠳᠣᠭᠣᠴᠢᠨ ᠨᠤᠭᠤᠰᠤ》 ᠪᠠᠢᠬᠤ ᠶᠣᠰᠣᠲᠠᠢ᠃

ᠭᠡᠬᠦ ᠳᠦ ᠪᠡᠨ᠂ ᠡᠨᠡ ᠲᠠᠭᠠᠮᠠᠭᠯᠠᠯ ᠵᠥᠪ ᠪᠠᠢᠭᠰᠠᠨ ᠴᠤ᠂ ᠬᠡᠳᠦᠨ ᠠᠰᠠᠭᠤᠳᠠᠯ ᠪᠠᠢᠨ᠎ᠠ᠃

ᠨᠢᠭᠡ ᠳᠦ᠂ ᠡᠨᠡ ᠨᠡᠷ᠎ᠡ ᠴᠤᠬᠤᠮ ᠬᠠᠮᠢᠭ᠎ᠠ ᠠᠴᠠ ᠭᠠᠷᠤᠭᠰᠠᠨ ᠶᠤᠮ ᠪᠣᠯ? ᠬᠣᠲᠤᠭᠤᠵᠢᠨ ᠨᠤᠭᠤᠰᠤ ᠥᠪᠥᠷ ᠮᠣᠩᠭᠣᠯ ᠳᠤ ᠨᠤᠲᠤᠭᠯᠠᠳᠠᠭ ᠦᠭᠡᠢ᠂ ᠮᠣᠩᠭᠣᠯ ᠤᠯᠤᠰ ᠲᠤ ᠴᠤ 1962 ᠣᠨ ᠳᠤ ᠠᠩᠬ᠎ᠠ ᠤᠳᠠᠭ᠎ᠠ ᠪᠦᠷᠢᠳᠬᠡᠭᠳᠡᠭᠰᠡᠨ ᠭᠡᠵᠦ ᠪᠣᠳᠣᠪᠠᠯ᠂ ᠶᠠᠮᠠᠷ ᠬᠦᠮᠦᠨ ᠶᠠᠮᠠᠷ ᠨᠥᠬᠥᠴᠡᠯ ᠪᠠᠢᠳᠠᠯ ᠳᠤ ᠡᠨᠡ ᠨᠡᠷ᠎ᠡ ᠵᠢ ᠡᠢᠨᠬᠦ ᠣᠨᠣᠭᠠᠭᠰᠠᠨ ᠨᠢ ᠣᠨᠢᠰᠤᠭ᠎ᠠ ᠪᠣᠯᠣᠨ᠎ᠠ᠃ ᠬᠢᠲᠠᠳ ᠨᠡᠷ᠎ᠡ ᠪᠠᠰᠠ 1926 ᠣᠨ ᠠᠴᠠ ᠡᠮᠦᠨ᠎ᠡ ᠪᠠᠢᠬᠤ ᠦᠭᠡᠢ ᠪᠠᠢᠭᠰᠠᠨ ᠤᠴᠢᠷ ᠠᠴᠠ᠂ 《ᠬᠣᠳᠣᠭᠣᠴᠢᠨ ᠨᠤᠭᠤᠰᠤ》 ᠭᠡᠳᠡᠭ ᠨᠡᠷ᠎ᠡ ᠪᠠᠰᠠ 1926 ᠣᠨ ᠠᠴᠠ ᠬᠣᠢᠰᠢ ᠭᠠᠷᠴᠤ ᠢᠷᠡᠭᠰᠡᠨ ᠪᠠᠢᠬᠤ ᠶᠣᠰᠣᠲᠠᠢ᠃ ᠪᠤᠷᠢᠶᠠᠳ ᠦᠨ ᠬᠣᠢᠳᠤ ᠬᠡᠰᠡᠭ ᠡᠴᠡ ᠭᠠᠳᠠᠨ᠎ᠠ ᠮᠣᠩᠭᠣᠯ ᠦᠨᠳᠦᠰᠦᠲᠡᠨ ᠣᠷᠣᠰᠢᠨ ᠰᠠᠭᠤᠳᠠᠭ ᠮᠣᠩᠭᠣᠯ ᠲᠤᠭᠤᠷᠭᠠᠲᠠᠨ ᠤ ᠨᠤᠲᠤᠭ ᠲᠤ ᠬᠣᠲᠤᠭᠤᠵᠢᠨ ᠨᠤᠭᠤᠰᠤ ᠪᠠᠢᠬᠤ ᠦᠭᠡᠢ ᠪᠣᠯᠬᠣᠷ᠂ 1926 ᠣᠨ ᠠᠴᠠ ᠡᠮᠦᠨ᠎ᠡ ᠮᠣᠩᠭᠣᠯ ᠬᠡᠯᠡ ᠪᠡᠷ ᠶᠠᠷᠢᠳᠠᠭ ᠬᠦᠮᠦᠰ ᠪᠡᠶ᠎ᠡ ᠳᠠᠭᠠᠭᠠᠨ ᠡᠨᠡ ᠨᠡᠷ᠎ᠡ ᠵᠢ ᠭᠠᠷᠭᠠᠭᠰᠠᠨ ᠪᠠᠢᠬᠤ ᠪᠣᠯᠤᠮᠵᠢ ᠮᠠᠰᠢ ᠪᠠᠭ᠎ᠠ᠃ ᠦᠨᠡᠮᠰᠢᠮᠡᠷ ᠨᠥᠬᠥᠴᠡᠯ ᠪᠠᠢᠳᠠᠯ ᠭᠡᠪᠡᠯ᠂ ᠥᠪᠥᠷ ᠮᠣᠩᠭᠣᠯ ᠬᠦᠮᠦᠨ ᠬᠢᠲᠠᠳ ᠬᠡᠯᠡᠨ ᠦ ᠰᠢᠪᠠᠭᠤᠨ ᠤ ᠨᠡᠷᠡᠰ ᠢ ᠮᠣᠩᠭᠣᠯ ᠬᠡᠯᠡᠨ ᠳᠦ ᠣᠷᠴᠢᠭᠤᠯᠵᠤ᠂ ᠡᠨᠡ ᠨᠡᠷ᠎ᠡ ᠵᠢ ᠬᠢᠲᠠᠳ ᠬᠡᠯᠡᠨ ᠡᠴᠡ ᠮᠢᠬᠠᠴᠢᠯᠠᠨ ᠣᠷᠴᠢᠭᠤᠯᠤᠭᠰᠠᠨ ᠪᠠᠢᠵᠤ ᠪᠣᠯᠵᠣᠰᠢ ᠦᠭᠡᠢ ᠶᠤᠮ ᠭᠡᠵᠦ ᠪᠢ ᠲᠠᠭᠠᠮᠠᠭᠯᠠᠵᠤ ᠪᠠᠢᠨ᠎ᠠ᠃

ᠬᠣᠶᠠᠷ ᠲᠤ᠂ ᠬᠣᠳᠣᠭᠣᠴᠢᠨ ᠬᠡᠷᠬᠢᠨ 《ᠬᠣᠲᠤᠭᠤᠵᠢᠨ》 ᠪᠣᠯᠤᠭᠰᠠᠨ ᠶᠤᠮ ᠪᠣᠯ? 1969 ᠣᠨ ᠳᠤ ᠪᠣᠰᠤᠭ᠎ᠠ ᠪᠢᠴᠢᠭ᠌ ᠵᠢᠡᠷ ᠪᠢᠴᠢᠭᠰᠡᠨ ᠮᠠᠲ᠋ᠧᠷᠢᠶᠠᠯ ᠠᠨᠳᠠᠭᠤᠷᠠᠵᠤ ᠤᠩᠰᠢᠭᠰᠠᠨ ᠶᠤᠮ ᠪᠣᠯ? ᠰᠠᠨᠠᠭᠠᠲᠠᠢ ᠪᠠᠷ ᠨᠡᠷ᠎ᠡ ᠵᠢ ᠨᠢ ᠥᠭᠡᠷᠡᠴᠢᠯᠡᠭᠰᠡᠨ ᠴᠤ ᠶᠤᠮ ᠪᠢᠯᠡ᠃ ᠪᠢ ᠰᠠᠢᠨ ᠮᠡᠳᠡᠬᠦ ᠦᠭᠡᠢ ᠪᠠᠢᠨ᠎ᠠ᠃

ᠡᠨᠡ ᠣᠨᠢᠰᠤᠭ ᠵᠢᠨ ᠤᠴᠢᠷ ᠢ ᠣᠯᠬᠤ ᠪᠠᠷ᠂ «ᠤᠯᠤᠰ ᠤᠨ ᠨᠡᠷ᠎ᠡ ᠲᠣᠮᠢᠶᠠᠨ ᠤ ᠺᠣᠮᠢᠰ ᠤᠨ ᠮᠡᠳᠡᠭᠡ» ᠍ ᠵᠢᠨ ᠡᠮᠬᠢᠳᠬᠡᠭᠴᠢᠳ ᠪᠣᠳᠠᠲᠠᠢ ᠶᠠᠮᠠᠷ ᠮᠠᠲ᠋ᠧᠷᠢᠶᠠᠯ ᠠᠴᠠ ᠡᠨᠡ ᠨᠡᠷ᠎ᠡ ᠵᠢ ᠣᠯᠵᠤ ᠣᠨᠣᠭᠠᠭᠰᠠᠨ ᠨᠢ ᠨᠠᠳᠠ ᠳᠤ ᠢᠯᠡᠭᠦᠦ ᠰᠣᠨᠢᠷᠬᠠᠯᠲᠠᠢ ᠲᠤᠯᠠ ᠴᠢᠨᠠᠭᠰᠢᠳᠠ ᠰᠤᠳᠤᠯᠬᠤ ᠨᠢ ᠵᠦᠢᠲᠡᠢ ᠬᠡᠮᠡᠨ ᠪᠣᠳᠣᠵᠤ ᠪᠠᠢᠨ᠎ᠠ᠃

ᠸᠢᠺᠢᠫᠧᠳᠢᠶᠠ

Back to Top